ᠳᠠᠷᠬᠠᠨ ᠰᠤᠮᠤ ᠶ᠋ᠢᠨ ᠑᠆᠑᠖᠂ ᠥᠷᢉᠦᢉᠡ᠂ ᠮᠠᠯᠴᠢᠨ ᠪᠠᠭ ᠤ᠋ᠨ ᠵᠠᠰᠠᠭ ᠳᠠᠷᠤᠭᠠ ᠨᠠᠷ “ᠳ᠋᠂ᠳ᠋᠂ᠰ” ᠲᠡ᠂ᠦ᠂ᠬᠣ᠂ᠻᠣ᠆ᠤ᠋ᠨ ᠦᠶᠢᠯᠡ ᠠᠵᠢᠯᠯᠠᠭᠠ ᠲᠠᠢ ᠲᠠᠨᠢᠯᠴᠠᠯᠠ
ᠥᠨᠦᠳᠦᠷ /᠒᠐᠒᠖᠂᠐᠒᠂᠐᠒/᠆ᠤ᠋ ᠡᠳᠦᠷ ᠳᠠᠷᠬᠠᠨ ᠰᠤᠮᠤ ᠶ᠋ᠢᠨ ᠪᠠᠭ ᠤ᠋ᠨ ᠵᠠᠰᠠᠭ ᠳᠠᠷᠤᠭᠠ ᠨᠠᠷ “ᠳ᠋᠂ᠳ᠋᠂ᠰ” ᠲᠥ᠂ᠥ᠂ᠻᠡ –ᠡᠶᠢᠨ ᠦᠨᠳᠦᠰᠦᠨ ᠦᠶᠢᠯᠡ ᠠᠵᠢᠯᠯᠠᠭᠠ᠂ᠳᠠᠷᠬᠠᠨ ᠬᠣᠲᠠ ᠶ᠋ᠢᠨ ᠳᠤᠯᠠᠭᠠᠨ ᠬᠠᠩᠭᠠᠮᠵᠢ ᠶ᠋ᠢᠨ ᠰᠢᠰᠲ᠋ᠧᠮ ᠦ᠋ᠨ ᠥᠨᠦ ᠶ᠋ᠢᠨ ᠪᠠᠶᠢᠳᠠᠯ᠂ᠥᠰᠦᠨ ᠨᠡᠮᠡᢉᠳᠡᠵᠦ ᠪᠤᠢ ᢈᠡᠷᠡᢉᠯᠡᢉᠡ᠂ ᠰᠡᢉᠦᠯ ᠦ᠋ᠨ ᠵᠢᠯ ᠦ᠋ᠳ ᠲᠦ ᢈᠡᠷᠡᢉᠵᠢᢉᠦᠯᠵᠦ ᠪᠤᠢ ᠨᠡ᠂ᠵᠠ᠂ᠣ᠂ᠰᠠ᠂ᠪᠠ᠆ᠶ᠋ᠢᠨ ᠵᠣᠭᠤᠷᠢ ᠶ᠋ᠢᠨ ᠳᠠᠪᠬᠤᠷ ᠤ᠋ᠨ ᠰᠥ᠂ᠦ᠂ᢈᠡ᠆ᠦ᠋ᠨ ᠬᠠᠷᠢᠶᠠᠯᠠᠯ ᠤ᠋ᠨ ᠬᠠᠯᠠᠭᠠᠯᠲᠠ᠂ᠬᠠ᠂ᠬᠠ᠂ᠤᠰᠤ᠂ ᢈᠦᠶᠢᠲᠡᠨ ᠤᠰᠤᠨ ᠤ᠋ ᠱᠤᠭᠤᠮ ᠤ᠋ᠨ ᠵᠠᠰᠠᠪᠤᠷᠢ᠂ ᠰᠢᠨᠡᠴᠢᠯᠡᠯ ᠦ᠋ᠨ ᠠᠵᠢᠯ ᠳᠠᠷᠬᠠᠨ ᠰᠤᠮᠤ ᠶ᠋ᠢᠨ ᠣᠷᠤᠨ ᠨᠤᠲᠤᠭ ᠤ᠋ᠨ ᢈᠥᠷᠦᠩᢉᠡ ᠣᠷᠤᠭᠤᠯᠤᠯᠲᠠ ᠪᠠᠷ ᠗᠐%, ᠣᠷᠤᠰᠢᠨ ᠰᠠᠭᠤᠭᠴᠢᠳ ᠠ᠋ᠴᠠ ᠓᠐%᠆ᠶ᠋ᠢᠨ ᢈᠥᠷᠦᠩᢉᠡ ᠣᠷᠤᠭᠤᠯᠤᠯᠲᠠ ᠪᠠᠷ ᢈᠢᢉᠳᠡᢉᠰᠡᠨ ᢉᠡᠷᠡᠲᠦ ᠠᠵᠢᠯ ᠤ᠋ᠳ᠂ᠨᠡ᠂ᠵᠠ᠂ᠣ᠂ᠰᠠ᠂ᠪᠠ᠆ᠨᠤᠭᠤᠳ ᠤ᠋ᠨ ᠰᠥ᠂ᠣ᠂ᠬᠣ᠆ᠤ᠋ᠨ ᠬᠠᠷᠢᠶᠠᠨ ᠤ᠋ ᠱᠤᠭᠤᠮ᠂ ᠲᠣᠨᠤᠭᠯᠠᠯ ᠤ᠋ᠨ ᠠᠰᠢᠭᠯᠠᠯᠲᠠ ᠶ᠋ᠢᠨ ᠨᠠᠰᠤᠵᠢᠯᠲᠠ ᠶᠡᢈᠡ᠂ᠵᠠᠰᠠᠪᠤᠷᠢ ᠰᠢᠨᠡᠴᠢᠯᠡᠯ ᠲᠣᠭᠲᠠᠮᠠᠯ ᢈᠢᢉᠳᠡᠳᠡᢉ ᠦᢉᠡᠢ ᠡᠴᠡ ᠰᠢᠯᠲᠠᠭᠠᠯᠠᠨ ᠭᠠᠷᠴᠤ ᠪᠤᠢ ᢉᠡᠮᠲᠦᠯ ᠦ᠋ᠳ ᠨᠢ ᠳ᠋ᠡᢈᠢ᠆ᠶ᠋ᠢ ᠲᠦᢉᠡᢉᠡᢈᠦ ᠦᠶᠢᠯᠡ ᠠᠵᠢᠯᠯᠠᠭᠠᠨ ᠳ᠋ᠤ ᠰᠥᠷᢉᠦ ᠪᠡᠷ ᠨᠥᠯᠦᢉᠡᠯᠡᠳᠡᢉ ᠵᠡᠷᢉᠡ ᠲᠤᠯᠭᠠᠮᠳᠠᠵᠤ ᠪᠤᠢ ᠠᠰᠠᠭᠤᠳᠠᠯ ᠤ᠋ᠳ ᠤ᠋ᠨ ᠲᠠᠯᠠᠭᠠᠷ ᠻᠣᠮᠫᠠᠨᠢ ᠶ᠋ᠢᠨ ᠶᠡᠷᠦᠩᢈᠡᠢ ᠢᠨ᠋ᠵᠧᠨᠧᠷ ᠪ᠂ᢈᠦᠷᠡᠯᠲᠣᠭᠤᠭᠠ᠂ᠲᠡ᠂ᠪᠣ᠂ᠵᠠ᠂ᠠ᠆ᠤ᠋ ᠳᠠᠷᠤᠭᠠ ᠯ᠂ᠭᠠᠩᠴᠡᠴᠡᢉ᠂ “ᠳ᠋᠂ᠳ᠋᠂ᠰ” ᠲᠥ᠂ᠦ᠂ᠬᠣ᠂ᠻᠣ᠆ᠶ᠋ᠢᠨ ᠠᠯᠪᠠ᠂ ᢈᠡᠯᠲᠡᠰ ᠦ᠋ᠨ ᠤᠳᠤᠷᠢᠳᠤᠯᠭᠠ ᠨᠤᠭᠤᠳ ᠲᠠᠨᠢᠯᠴᠠᠭᠤᠯᠵᠤ᠂ ᠰᠠᠨᠠᠯ ᠰᠣᠯᠢᠯᠴᠠᠵᠤ ᠠᠵᠢᠯᠯᠠᠯᠠ᠃