ᠲᠥᠯᠦᠪᠯᠡᠯᠲᠡ᠂ ᠪᠣᠳᠤᠯᠭᠠ ᠵᠣᢈᠢᠴᠠᠭᠤᠯᠤᠯᠲᠠ ᠶ᠋ᠢᠨ ᠠᠯᠪᠠ

ᠲᠥᠯᠦᠪᠯᠡᠯᠲᠡ᠂ ᠪᠣᠳᠤᠯᠭᠠ ᠵᠣᢈᠢᠴᠠᠭᠤᠯᠤᠯᠲᠠ ᠶ᠋ᠢᠨ ᠠᠯᠪᠠ ᠨᠢ ᠳᠤᠯᠠᠭᠠᠨ ᠤ᠋ ᠱᠤᠭᠤᠮ ᠰᠦᠯᠵᠢᠶᠡᠨ ᠦ᠋ ᠨᠠᠶᠢᠳᠠᠪᠤᠷᠢᠲᠠᠢ ᠠᠵᠢᠯᠯᠠᠭᠠ ᠶ᠋ᠢ ᠬᠠᠩᠭᠠᠬᠤ᠂ᠦᠷᠡ ᠠᠰᠢᠭ ᠢ᠋ ᠳᠡᢉᠡᢉᠰᠢᠯᠡᢉᠦᠯᢈᠦ ᠳ᠋ᠦ ᠴᠢᢉᠯᠡᢉᠳᠡᢉᠰᠡᠨ ᠲᠧᢈᠨᠢᠻ ᠲᠧᢈᠨᠣᠯᠣᢉᠢ ᠶ᠋ᠢᠨ ᠣᠶᠢᠷᠠ ᠶ᠋ᠢᠨ ᠪᠣᠯᠤᠨ ᢈᠡᠲᠦ ᠶ᠋ᠢᠨ ᠪᠣᠳᠤᠯᠭᠠ ᠴᠢᢉᠯᠡᠯ ᠢ᠋ ᠪᠣᠯᠪᠠᠰᠤᠷᠠᠭᠤᠯᠵᠤ᠂ᠳᠤᠯᠠᠭᠠᠨ ᠲᠦᢉᠡᢉᠡᠯᠲᠡ ᠪᠣᠯᠤᠨ ᠲᠧᢈᠨᠢᠻ ᠡᠳ᠋ ᠦ᠋ᠨ ᠵᠠᠰᠠᠭ ᠤ᠋ᠨ ᠦᠵᠡᢉᠦᠯᠦᠯᠲᠡ ᠨᠦ᠋ᢉᠦᠳ ᠢ᠋ ᠣᠨᠤᠪᠴᠢᠲᠠᠢ ᠵᠥᠪ ᠲᠥᠯᠦᠪᠯᠡᠨ᠂ᠳᠤᠯᠠᠭᠠᠨ ᠤ᠋ ᠰᠦᠯᠵᠢᠶᠡᠨ ᠦ᠋ ᠭᠣᠷᠢᠮ᠂ ᠲᠣᢈᠢᠷᠠᠭᠤᠯᠭᠠ᠂ ᠵᠦᢉᠰᠢᠷᠡᢉᠦᠯᠦᠯᠲᠡ᠂ ᠶᠡᢈᠡ ᠵᠠᠰᠠᠪᠤᠷᠢ᠂ᠲᠧᢈᠨᠢᠻ ᠵᠣᢈᠢᠶᠠᠨ ᠪᠠᠭᠠᠶᠢᠭᠤᠯᠤᠯᠲᠠ᠂ ᢈᠥᠷᠦᠩᢉᠡ ᠣᠷᠤᠭᠤᠯᠤᠯᠲᠠ᠂ ᠲᠧᢈᠨᠢᠻ ᠲᠧᢈᠨᠣᠯᠣᢉᠢ ᠶ᠋ᠢᠨ ᠰᠢᠨᠡᠴᠢᠯᠡᠯᠲᠡ᠂ᠠᠦ᠋ᠲ᠋ᠣᠮᠠᠲ᠋ᠵᠢᠭᠤᠯᠤᠯᠲᠠ ᠶ᠋ᠢᠨ ᠠᠵᠢᠯ ᠤ᠋ᠨ ᠲᠥᠯᠦᠪᠯᠡᠯᠲᠡ᠂ ᢈᠡᠷᠡᢉᠵᠢᠯᠲᠡ᠂ ᠳᠤᠯᠠᠭᠠᠨ ᠤ᠋ ᠱᠤᠭᠤᠮ ᠤ᠋ᠨ ᠠᠵᠢᠯ ᠤ᠋ᠨ ᠵᠢᠷᠤᠭ᠂ᠲᠥᠰᠦᠯ ᠪᠣᠯᠪᠠᠰᠤᠷᠠᠭᠤᠯᠬᠤ᠂ ᠦᠶᠢᠯᠡᠳᠪᠦᠷᠢᠯᠡᠯ᠂ ᠦᠶᠢᠯᠡᠴᠢᠯᠡᢉᠡᠨ ᠦ᠋ ᠵᠣᠷᠢᠭᠤᠯᠤᠯᠲᠠᠲᠠᠢ ᠲᠣᠮᠤᠬᠠᠨ ᠠᠵᠤ ᠠᠬᠤᠢ ᠨᠢᢉᠡᠴᠡ ᠨᠦ᠋ᢉᠦᠳ ᠦ᠋ᠨ ᠪᠠᠶᠢᠷᠢᠨ ᠤ᠋ ᠭᠣᠷᠢᠮ ᠲᠣᢈᠢᠷᠠᠭᠤᠯᠭᠠ᠂ᠵᠦᢉᠰᠢᠷᠡᢉᠦᠯᠦᠯᠲᠡ ᢈᠢᢈᠦ᠂ ᠲᠥᠰᠦᠯ ᢈᠥᠲᠦᠯᠪᠦᠷᠢ ᠨᠦ᠋ᢉᠦᠳ ᠦ᠋ᠨ ᢈᠡᠷᠡᢉᠵᠢᢉᠦᠯᠦᠯᠲᠡ ᠶ᠋ᠢ ᠬᠠᠩᠭᠠᠬᠤ ᠠᠵᠢᠯ ᠢ᠋ ᠵᠣᢈᠢᠶᠠᠨ ᠪᠠᠶᠢᠭᠤᠯᠬᠤ ᠵᠣᠷᠢᠯᠭᠠᠲᠠᠢ ᠮᠡᠷᢉᠡᠵᠢᠯ ᠦ᠋ᠨ ᠠᠯᠪᠠ ᠶᠤᠮ᠃ ᠲᠡ᠂ᠪᠣ᠂ᠵᠠ᠂ᠠ ᠨᠢ ᠠᠯᠪᠠᠨ ᠤ᠋ ᠳᠠᠷᠤᠭᠠ᠂ ᠠᠬᠠᠯᠠᠬᠤ ᠢᠨ᠋ᠵᠧᠨᠧᠷ᠂ ᠭᠣᠷᠢᠮ ᠤ᠋ᠨ ᠢᠨ᠋ᠵᠧᠨᠧᠷ᠂ᠭᠣᠷᠢᠮ ᠲᠣᠭᠠᠴᠠᠭᠠᠨ ᠤ᠋ ᠢᠨ᠋ᠵᠧᠨᠧᠷ᠂ ᠲᠣᢈᠢᠷᠠᠭᠤᠯᠭᠠ ᠶ᠋ᠢᠨ ᠢᠨ᠋ᠵᠧᠨᠧᠷ᠂ ᠵᠠᠰᠠᠪᠤᠷᠢ ᠲᠥᠰᠦᠪ᠂ᠲᠥᠰᠦᠯ ᠦ᠋ᠨ ᠢᠨ᠋ᠵᠧᠨᠧᠷ᠂ ᠫᠷᠣᢉᠷᠠᠮᠮ ᠬᠠᠩᠭᠠᠮᠵᠢ ᠶ᠋ᠢᠨ ᠢᠨ᠋ᠵᠧᠨᠧᠷ᠂ ᠲᠧᢈᠨᠢᠻ ᠬᠠᠩᠭᠠᠮᠵᠢ ᠶ᠋ᠢᠨ ᠢᠨ᠋ᠵᠧᠨᠧᠷ᠂ᢈᠢᠨᠠᠯᠲᠠ ᠤᠳᠤᠷᠢᠳᠤᠯᠭᠠ ᠶ᠋ᠢᠨ ᠰᠢᠰᠲ᠋ᠧᠮ ᠦ᠋ᠨ ᠠᠰᠢᠭᠯᠠᠯᠲᠠ ᠶ᠋ᠢᠨ ᠢᠨ᠋ᠵᠧᠨᠧᠷ᠂ ᠵᠢᠷᠤᠭ ᠤ᠋ᠨ ᠢᠨ᠋ᠵᠧᠨᠧᠷ /᠒/, ᢈᠢᠮᠢ ᠶ᠋ᠢᠨ ᠢᠨ᠋ᠵᠧᠨᠧᠷ᠂ ᠰᠢᠭᠤᠷᠬᠠᠢ ᠦᠶᠢᠯᠡᠴᠢᠯᠡᢉᠡᠨ ᠦ᠋ ᠡᢉᠡᠯᠵᠢ ᠶ᠋ᠢᠨ ᠢᠨ᠋ᠵᠧᠨᠧᠷ /᠔/᠂ ᠲᠧᢈᠨᠢᠻᠴᠢ ᠭᠣᠷᠢᠮ᠂ ᠳ᠋ᠢᠰᠫᠧᠲ᠋ᠴᠧᠷ ᠤ᠋ᠨ ᠲᠣᠨᠤᠭᠯᠠᠯ ᠤ᠋ᠨ ᠮᠣᠨ᠋ᠲ᠋ᠧᠷ /᠔/᠂ ᠠᠵᠤ ᠠᠬᠤᠢ ᠨᠢᢉᠡᠴᠡ ᠬᠠᠷᠢᠭᠤᠴᠠᠭᠰᠠᠨ ᠳᠤᠯᠠᠭᠠᠨ ᠤ᠋ ᠣᠷᠤᠭᠤᠯᠭᠠ ᠶ᠋ᠢᠨ ᠰᠯᠧᠰᠠᠷᠢ /᠔/ ᢉᠡᠰᠡᠨ ᠪᠦᠷᠢᠯᠳᠦᢈᠦᠨᠲᠡᠢ ᠠᠵᠢᠯᠯᠠᠵᠤ ᠪᠠᠶᠢᠨᠠ᠃