“ᠳ᠋ᠳ᠋ᠴᠡᠰ” ᠲᠡ᠂ᠦ᠂ᠬᠣ᠂ᠻᠣ᠆ᠶ᠋ᠢᠨ ᠶᠡᠷᠦᠩᢈᠡᠢ ᠢᠨ᠋ᠵᠧᠨᠧᠷ ᠪᠣᠯᠤᠨ ᠢᠲ᠋ᠠ ᠨᠠᠷ ᠳᠠᠷᠬᠠᠨ ᠬᠣᠲᠠ ᠶ᠋ᠢᠨ ᠳᠤᠯᠠᠭᠠᠨ ᠬᠠᠩᠭᠠᠮᠵᠢ ᠶ᠋ᠢᠨ ᠰᠢᠰᠲ᠋ᠧᠮ ᠦ᠋ᠨ ᠦᠶᠢᠯᠡ ᠠᠵᠢᠯᠯᠠᠭᠠ ᠲᠠᠢ ᠲᠠᠨᠢᠯᠴᠠᠯᠠ

“ᠳ᠋ᠳ᠋ᠴᠡᠰ“ ᠲᠥ᠂ᠦ᠂ᠬᠣ᠂ᠻᠣ᠆ᠶ᠋ᠢᠨ ᠶᠡᠷᠦᠩᢈᠡᠢ ᠢᠨ᠋ᠵᠧᠨᠧᠷ ᠪ᠂ᠪᠠᠲᠤᠵᠢᠷᠭᠠᠯ᠂ ᠢᠨ᠋ᠵᠧᠨᠧᠷ ᠦ᠋ᠨ ᠠᠯᠪᠠᠨ ᠤ᠋ ᠳᠠᠷᠤᠭᠠ ᠳ᠂ᠵᠢᠭᠪᠠᠷᠠᠯ ᠨᠠᠷ ᠢ᠋ᠶᠠᠷ ᠠᠬᠠᠯᠠᠭᠤᠯᠤᠭᠰᠠᠨ ᠢᠲ᠋ᠠ ᠨᠠᠷ ᠒᠐᠒᠖ ᠣᠨ ᠤ᠋ ᠐᠒᠆ᠷ ᠰᠠᠷᠠ ᠶ᠋ᠢᠨ ᠐᠔᠆ᠶ᠋ᠢᠨ ᠡᠳᠦᠷ “ᠳ᠋᠂ᠳ᠋᠂ᠰ” ᠲᠡ᠂ᠥ᠂ᠬᠣ᠆ᠶ᠋ᠢᠨ ᠭᠣᠷᠢᠮ ᠠᠵᠢᠯᠯᠠᠭᠠ᠂ᠨᠠᠰᠤᠰ ᠤ᠋ᠨ ᠳᠡᠳ᠋ ᠰᠲ᠋ᠠᠨ᠋ᠼ᠂ ᠳᠤᠯᠠᠭᠠᠨ ᠤ᠋ ᠲᠥᠪ ᠱᠤᠭᠤᠮ᠂ ᠰᠠᠯᠠᠭᠠ ᠱᠤᠭᠤᠮ᠂ ᠲᠡᢉᠦᠰᢈᠡᠯ ᠦ᠋ᠨ ᢈᠡᠷᠡᢉᠯᠡᢉᠴᠢ ᠳᠡᢉᠡᠷᠡᢈᠢ ᠫᠠᠷᠠᠮᠧᠲ᠋ᠷ ᠦ᠋ᠨ ᠲᠠᠯᠠᠭᠠᠷ ᠳᠡᠯᢉᠡᠷᠡᠩᢉᠦᠢ ᠮᠡᠳᠡᢉᠡᠯᠡᠯ ᠠᠪᠴᠤ᠂᠒᠐᠒᠕᠆᠒᠐᠒᠖ ᠣᠨ ᠤ᠋ ᠡᠪᠦᠯ ᠦ᠋ᠨ ᠶᠡᢈᠡ ᠠᠴᠢᠶᠠᠯᠠᠯ ᠢ᠋ ᠳᠠᠪᠬᠤ ᠳ᠋ᠤ ᠶᠠᠮᠠᠷ ᢈᠦᠨᠳᠦᠷᠡᠯ ᠡᢉᠦᠰᠴᠦ ᠪᠠᠶᠢᠭᠠ ᠲᠠᠯᠠᠭᠠᠷ ᠬᠠᠷᠢᠯᠴᠠᠨ ᠶᠠᠷᠢᠯᠴᠠᠵᠤ᠂ ᠰᠢᠢᠳᠪᠦᠷᠢᠯᠡᢈᠦ ᠠᠷᠭᠠ ᠵᠠᠮ ᠤ᠋ᠨ ᠲᠠᠯᠠᠭᠠᠷ ᠰᠠᠨᠠᠯ ᠰᠣᠯᠢᠯᠴᠠᠭᠰᠠᠨ ᠠᠭᠤᠯᠵᠠᠯᠲᠠ ᠪᠣᠯᠵᠤ ᠥᠨᠳᠦᠷᠯᠡᠯᠡ᠃