ᠮᠡᠨᠳᠦᠴᠢᠯᠡᠭᠡ

ᠳᠠᠷᠬᠠᠨ ᠬᠣᠲᠠ ᠶ᠋ᠢᠨ ᠳᠤᠯᠠᠭᠠᠨ ᠬᠠᠩᠭᠠᠮᠵᠢ ᠶ᠋ᠢᠨ ᠰᠢᠰᠲ᠋ᠧᠮ ᠦ᠋ᠨ ᠲᠠᠰᠤᠷᠠᠯᠲᠠ ᠦᢉᠡᠢ᠂ᠨᠠᠶᠢᠳᠠᠪᠤᠷᠢᠲᠠᠢ ᠠᠵᠢᠯᠯᠠᠭᠠ ᠶ᠋ᠢ ᠬᠠᠩᠭᠠᠬᠤ ᠡᠷᢈᠢᠮ ᠦᠶᠢᠯᠡᠰ ᠲᠦ ᠣᠶᠤᠨ ᠤᠬᠠᠭᠠᠨ᠂ᢈᠦᠴᠦ ᢈᠥᠳᠡᠯᠮᠦᠷᠢ᠂ ᠵᠠᠯᠠᠭᠤ ᠨᠠᠰᠤ ᠪᠠᠨ ᠵᠣᠷᠢᠭᠤᠯᠤᠭᠰᠠᠨ ᠦᠶᠡ ᠦᠶᠡ ᠶ᠋ᠢᠨ ᠠᠬᠠᠮᠠᠳ ᠤ᠋ᠳ᠂ᠤᠳᠤᠷᠢᠳᠤᠯᠭᠠ ᠨᠤᠭᠤᠳ᠂ “ᠳᠠᠷᠬᠠᠨ ᠤ᠋ ᠳᠤᠯᠠᠭᠠᠨ ᠤ᠋ ᠰᠦᠯᠵᠢᠶᠡ” ᠲᠥ᠂ᠦ᠂ᠬᠣ᠆ᠳ᠋ᠤ ᠠᠵᠢᠯᠯᠠᠵᠤ ᠪᠠᠶᠢᠭᠠ ᠠᠵᠢᠯᠲᠠᠨ ᠠᠯᠪᠠᠨ ᠬᠠᠭᠠᠭᠴᠢᠳ ᠪᠣᠯᠤᠨ ᠰᠠᠯᠪᠤᠷᠢ ᠶ᠋ᠢᠨ ᠬᠠᠮᠲᠤ ᠣᠯᠠᠨ᠂ᠳᠤᠯᠠᠭᠠᠨ ᠤ᠋ ᠡᠷᠴᠢᠮ ᢈᠦᠴᠦ ᢈᠡᠷᠡᢉᠯᠡᢉᠴᠢᠳ ᠲᠦ ᠪᠡᠨ ᠳᠠᠷᠬᠠᠨ ᠬᠣᠲᠠ ᠳ᠋ᠤ ᠳᠤᠯᠠᠭᠠᠨ ᠬᠠᠩᠭᠠᠮᠵᠢ ᠶ᠋ᠢᠨ ᠰᠢᠰᠲ᠋ᠧᠮ ᠡᢉᠦᠰᠴᠦ ᢈᠥᢉᠵᠢᢉᠰᠡᠨ ᠦ᠋ “᠖᠐” ᠵᠢᠯ᠂ ᠲᠤᠰ ᠲᠤ ᠪᠠᠨ ᠪᠡᠶᠡ ᠳᠠᠭᠠᠭᠠᠭᠰᠠᠨ ᠻᠣᠮᠫᠠᠨᠢ ᠪᠣᠯᠵᠤ ᢈᠥᢉᠵᠢᢉᠰᠡᠨ ᠦ᠋ “᠓᠕” ᠵᠢᠯ ᠦ᠋ᠨ ᠣᠢ ᠶ᠋ᠢᠨ ᠪᠠᠶᠠᠷ ᠤ᠋ᠨ ᠮᠡᠨᠳᠦ ᠶ᠋ᠢ ᢈᠦᠷᢉᠡᠵᠦ ᠠᠮᠢᠳᠤᠷᠠᠯ ᠳ᠋ᠤ ᠨᠢ ᠠᠵᠠ ᠵᠢᠷᠭᠠᠯ᠂ ᠡᠷᠡᢉᠦᠯ ᠡᠩᢈᠡ ᠶ᠋ᠢ ᢈᠦᠰᠡᠨ ᠢᠷᠦᢉᠡᠶᠡ᠃