ᠡᠷᠴᠢᠮ ᢈᠦᠴᠦᠨ ᠦ᠋ ᢈᠡᠮᠨᠡᠯᠲᠡ᠂ ᠳᠤᠯᠠᠭᠠᠨ ᠬᠠᠩᠭᠠᠮᠵᠢ ᠶ᠋ᠢᠨ ᠰᠢᠰᠲ᠋ᠧᠮ ᠦ᠋ᠨ ᠲᠠᠯᠠᠭᠠᠷ ᠰᠤᠷᠤᠭᠴᠢᠳ ᠲᠤ ᠮᠡᠳᠡᠯᢉᠡ᠂ ᠮᠡᠳᠡᢉᠡᠯᠡᠯ ᠥᢉᢉᠦᠯ᠎ᠡ

ᠡᠷᠴᠢᠮ ᢈᠦᠴᠦᠨ ᠦ᠋ ᠵᠣᢈᠢᠴᠠᠭᠤᠯᠬᠤ ᠬᠣᠷᠢᠶᠠᠨ ᠠ᠋ᠴᠠ ᠵᠣᢈᠢᠶᠠᠨ ᠪᠠᠶᠢᠭᠤᠯᠵᠤ ᠪᠤᠢ ᠨᠡᠶᠢᢉᠡᠮ ᠦ᠋ᠨ ᠨᠥᠯᠦᢉᠡᠯᠡᠯ ᠦ᠋ᠨ ᠠᠶᠠᠨ ᠤ᠋ ᢈᠦᠷᠢᠶᠡᠨ ᠳ᠋ᠦ ᠒᠐᠒᠖ ᠣᠨ ᠤ᠋ ᠐᠑ ᠰᠠᠷ᠎ᠠ ᠶ᠋ᠢᠨ ᠓᠐ ᠡᠳᠦᠷ ᠶᠡᠷᠦᠩᢈᠡᠢ ᠪᠣᠯᠪᠠᠰᠤᠷᠠᠯ ᠤ᠋ᠨ ᠑᠕᠆ᠷ ᠰᠤᠷᠭᠠᠭᠤᠯᠢ ᠶ᠋ᠢᠨ ᠑᠆᠕᠆ᠷ ᠠᠩᢉᠢ ᠶ᠋ᠢᠨ ᠰᠤᠷᠤᠭᠴᠢᠳ ᠲᠤ ᠳᠤᠯᠠᠭᠠᠨ ᠬᠠᠩᠭᠠᠮᠵᠢ ᠶ᠋ᠢᠨ ᠰᠢᠰᠲ᠋ᠧᠮ ᠦ᠋ᠨ ᠪᠦᠲᠦᠴᠡ᠂ᠳᠠᠮᠵᠢᠭᠤᠯᠬᠤ ᠰᠦᠯᠵᠢᠶᠡᠨ ᠦ᠋ ᠱᠤᠭᠤᠮ ᠬᠣᠭᠤᠯᠠᠢ᠂ ᠨᠠᠰᠣᠰ ᠰᠲ᠋ᠠᠨ᠋ᠼ᠂ ᠳᠤᠯᠠᠭᠠᠨ ᠬᠤᠪᠢᠶᠠᠷᠢᠯᠠᠬᠤ ᠲᠦᢉᠡᢉᠡᢈᠦ ᠲᠥᠪ ᠦ᠋ᠳ ᠦ᠋ᠨ ᠦᠶᠢᠯᠡ ᠠᠵᠢᠯᠯᠠᠭᠠᠨ ᠤ᠋ ᠲᠠᠯᠠᠭᠠᠷ ᠲᠠᠨᠢᠯᠴᠠᠭᠤᠯᠭ᠎ᠠ ᢈᠢᠵᠦ᠂ᠳᠤᠯᠠᠭᠠᠨ ᠤ᠋ ᠡᠷᠴᠢᠮ ᢈᠦᠴᠦᠨ ᠦ᠋ ᠠᠯᠳᠠᠭᠳᠠᠯ ᠢ᠋ ᢈᠡᠷᢈᠢᠨ ᠪᠠᠭᠤᠷᠠᠭᠤᠯᠬᠤ ᠠᠷᠭ᠎ᠠ ᠵᠠᠮ᠂ ᠡᠷᠴᠢᠮ ᢈᠦᠴᠦᠨ ᠦ᠋ ᢈᠡᠮᠨᠡᠯᠲᠡ ᠶ᠋ᠢᠨ ᠲᠠᠯᠠᠭᠠᠷᢈᠢ ᠮᠡᠳᠡᠯᢉᠡ᠂ ᠮᠡᠳᠡᢉᠡᠯᠡᠯ ᠥᢉᠴᠦ ᠠᠵᠢᠯᠯᠠᠯ᠎ᠠ᠃ᠡᠨᠡ ᢈᠦ ᠰᠤᠷᠭᠠᠯᠲᠠ ᠲᠠᠨᠢᠯᠴᠠᠭᠤᠯᠭ᠎ᠠ ᠨᠢ ᠰᠤᠷᠤᠭᠴᠢᠳ ᠲᠤ ᠡᠷᠴᠢᠮ ᢈᠦᠴᠦ ᠶ᠋ᠢ ᠵᠥᠪ ᠵᠣᢈᠢᠰᠲᠠᠢ ᢈᠡᠷᠡᢉᠯᠡᢈᠦ ᠳᠠᠳᠤᠯ ᢈᠡᠪᠰᠢᠯ ᠢ᠋ ᠲᠥᠯᠦᠪᠰᠢᢉᠦᠯᢈᠦ᠂ᠴᠠᢈᠢᠯᠭᠠᠨ᠂ ᠳᠤᠯᠠᠭᠠᠨ ᠤ᠋ ᠡᠷᠴᠢᠮ ᢈᠦᠴᠦᠨ ᠦ᠋ ᠦᠨ᠎ᠡ ᠴᠢᠨ ᢈᠡᠮᠨᠡᠯᠲᠡ ᠶ᠋ᠢᠨ ᠠᠴᠢ ᠬᠣᠯᠪᠤᠭᠳᠠᠯ ᠢ᠋ ᠣᠶᠢᠯᠠᠭᠠᠭᠤᠯᠬᠤ ᠳ᠋ᠤ ᠴᠢᠬᠤᠯᠠ ᠠᠴᠢ ᠬᠣᠪᠤᠭᠳᠠᠯᠲᠠᠢ ᠪᠠᠶᠢᠪᠠ᠃ᠰᠤᠷᠤᠭᠴᠢᠳ ᠰᠤᠷᠭᠠᠯᠲᠠ ᠶ᠋ᠢᠨ ᠦᠶ᠎ᠡ ᠪᠡᠷ ᠢᠳᠡᠪᢈᠢᠲᠡᠢ ᠣᠷᠤᠯᠴᠠᠵᠤ᠂ ᠰᠣᠨᠢᠷᠬᠠᠭᠰᠠᠨ ᠠᠰᠠᠭᠤᠯᠲᠠ ᠨᠤᠭᠤᠳ ᠢ᠋ᠶᠠᠨ ᠠᠰᠠᠭᠤᠨ᠂ ᠪᠣᠳᠠᠲᠤ ᠵᠢᠱᠢᠶᠡᠨ ᠳ᠋ᠦ ᠲᠤᠯᠭᠠᠭᠤᠷᠢᠯᠠᠭᠰᠠᠨ ᠮᠡᠳᠡᠯᢉᠡ ᠮᠡᠳᠡᢉᠡᠯᠡᠯ ᠠᠪᠤᠯ᠎ᠠ᠃